gequbao.com

找歌就用歌曲宝

cover

Uurtai etgeed 伴奏 - Narantsogt

Uurtai etgeed 伴奏-Narantsogt.mp3
作词 : Narantsogt 作曲 : Narantsogt 编曲 : Narants...
作词 : Narantsogt
作曲 : Narantsogt
编曲 : Narantsogt
ᠴᠢᠮ᠎ᠠ ᠵᠢ ᠲᠠᠭᠤᠳᠠᠭᠰᠠᠨ ᠳ᠋ᠤ᠌ ᠴᠢ ᠮᠢᠨᠢ ᠰᠠᠭᠤᠭᠰᠠᠨ
 ᠠᠬᠢᠵᠤ ᠲᠠᠯᠠᠯᠠᠭᠰᠠᠨ ᠳ᠋ᠤ᠌ ᠴᠢ ᠮᠢᠨᠢ ᠬᠡᠪᠳᠡᠭᠰᠡᠨ
 ᠶᠠᠭᠠᠬᠢᠭ᠎ᠠ ᠶᠤᠮ ᠪᠣᠢ
 ᠳᠡᠷᠭᠡᠳᠡ ᠢᠷᠡᠭᠰᠡᠨ ᠭᠠᠷ ᠊ᠢ ᠲᠠᠲᠠᠭᠰᠠᠨ
 ᠨᠠᠮ᠎ᠠ ᠵᠢ ᠰᠡᠷᠭᠡᠭᠡᠨ ᠬᠤᠯᠵᠢᠨ ᠮᠦᠰᠢᠶᠡᠨ
 ᠶᠠᠮᠠᠷ ᠤᠴᠢᠷ ᠪᠤᠢ
 ᠡᠭᠦᠨ ᠊ᠢ ᠬᠢᠭᠡᠴᠢ ᠲᠡᠭᠦᠨ ᠊ᠢ ᠶᠠᠷᠢᠭᠠᠴᠢ
 ᠮᠦᠨᠭᠭᠥ ᠪᠡᠨ ᠵᠢᠭᠡᠯᠡᠭᠦᠯ ᠨᠠᠶ᠋ᠢᠵᠠ ᠪᠢᠰᠢ ᠊ᠦᠦ
 ᠭᠡᠬᠦᠯᠡᠨ ᠦᠨᠡᠭᠡ ᠵᠢᠨ ᠨᠢᠳᠦ ᠲᠡᠢ ᠶᠠᠪᠤᠭᠰᠠᠨ ᠴᠢ
 ᠮᠦᠨᠭᠭᠦ ᠵᠢ ᠪᠤᠴᠠᠭ᠎ᠠ ᠨᠠᠮ᠎ᠠ ᠵᠢ ᠬᠠᠪᠰᠠᠷ
 ᠨᠠᠶ᠋ᠢᠵᠠ ᠵᠢᠨ ᠪᠠᠶ᠋ᠢᠷᠢ ᠪᠠᠨ ᠢᠨᠭᠭᠡᠵᠤ ᠠᠯᠳᠠᠭᠰᠠᠨ
 ᠰᠡᠭᠦᠯ ᠵᠢᠡᠨ ᠬᠠᠪᠴᠢᠨ ᠲᠣᠯᠤᠭᠠᠢ ᠡᠷᠭᠢᠬᠦ ᠦᠭᠡᠢ ᠲᠤᠳᠠᠭᠠᠭᠰᠠᠨ
 ᠰᠢᠯᠭᠠᠯᠳᠠ ᠳ᠋ᠤ᠌ ᠨᠢᠭᠡᠳᠠᠢ ᠠᠵᠢᠯ ᠰᠠᠶ᠋ᠢᠳᠠᠢ
 ᠣᠯᠠᠨ ᠢ ᠲᠠᠪᠠᠨ ᠦᠨᠳᠦᠷ ᠲᠤ᠌ ᠰᠠᠭᠤᠭᠰᠠᠨ ᠴᠠᠭ ᠲᠤ᠌
 ᠠᠷᠪᠢᠨ ᠨᠠᠶ᠋ᠢᠵᠠ ᠲᠠᠢ
 ᠬᠣᠳᠠ ᠵᠢ ᠪᠠᠷᠠᠲᠠᠯ᠎ᠠ ᠪᠠᠭᠠᠷ ᠊ᠢ ᠬᠠᠭᠠᠳᠠᠯ᠎ᠡ
 ᠲᠣᠭᠤᠷᠢᠨ ᠨᠠᠭᠠᠳᠤᠨ ᠶᠠᠪᠤᠭᠰᠠᠨ ᠭᠡᠵᠦ
 ᠵᠢᠷᠭᠤᠭᠠᠨ ᠨᠠᠰᠤᠳᠠᠢ ᠶᠠᠮᠠᠷ ᠡᠶ᠋ᠢᠮᠦ ᠯᠡ ᠣᠯᠠᠨ ᠶᠠᠭᠤᠮ᠎ᠠ ᠪᠣᠳᠣᠬᠤ ᠭᠡᠵᠦ ᠪᠠᠶ᠋ᠢᠭᠰᠠᠨ ᠭᠡᠵᠦ
 ᠶᠠᠭᠠᠬᠢᠭᠠᠳ ᠠᠷᠪᠠᠨ ᠵᠢᠷᠭᠤᠭ᠎ᠠ ᠲᠠᠢ ᠭᠡᠬᠦ ᠯᠡ ᠳ᠋ᠤ᠌
 ᠨᠢᠭᠡᠨᠳᠡ ᠡᠶ᠋ᠢᠮᠦ ᠯᠡ ᠣᠯᠠᠨ ᠶᠠᠭᠤᠮ᠎ᠠ ᠭᠠᠷᠤᠭᠰᠠᠨ ᠪᠤᠢ
 ᠶᠠᠭᠠᠬᠢᠭᠠᠳ ᠪᠣᠢ ᠶᠠᠭᠤᠨ ᠳ᠋ᠤ᠌ ᠪᠤᠢ ᠪᠣᠳᠤᠬᠤ ᠪᠠᠨ ᠪᠣᠯᠢᠶ᠎ᠠ
 ᠲᠠᠷᠤᠭᠳᠠᠭᠰᠠᠨ ᠪᠢᠰᠢ ᠨᠤᠭᠤᠷᠠᠭᠰᠠᠨ ᠪᠢᠰᠢ
 ᠬᠠᠷ᠎ᠠ ᠲᠠᠷᠤᠭᠰᠠᠨ ᠪᠢᠰᠢ ᠤᠨᠠᠭᠰᠠᠨ ᠪᠢᠰᠢ
 ᠨᠢᠭᠤᠭᠰᠠᠨ ᠪᠢᠰᠢ ᠲᠤᠳᠠᠭᠠᠭᠰᠠᠨ ᠪᠢᠰᠢ
 ᠠᠶᠤᠭᠰᠠᠨ ᠪᠢᠰᠢ ᠶᠠᠳᠠᠷᠠᠭᠰᠠᠨ ᠪᠢᠰᠢ ᠭᠡᠵᠦ
ᠲᠠᠷᠤᠭᠳᠠᠭᠰᠠᠨ ᠪᠢᠰᠢ ᠨᠤᠭᠤᠷᠠᠭᠰᠠᠨ ᠪᠢᠰᠢ
 ᠬᠠᠷ᠎ᠠ ᠲᠠᠷᠤᠭᠰᠠᠨ ᠪᠢᠰᠢ ᠤᠨᠠᠭᠰᠠᠨ ᠪᠢᠰᠢ
 ᠨᠢᠭᠤᠭᠰᠠᠨ ᠪᠢᠰᠢ ᠲᠤᠳᠠᠭᠠᠭᠰᠠᠨ ᠪᠢᠰᠢ
 ᠠᠶᠤᠭᠰᠠᠨ ᠪᠢᠰᠢ ᠶᠠᠳᠠᠷᠠᠭᠰᠠᠨ ᠪᠢᠰᠢ ᠭᠡᠵᠦ
 ᠠᠷᠬᠠᠭ ᠢᠷᠡᠭᠰᠡᠨ ᠲᠠᠮᠢᠷ ᠪᠠᠷᠠᠭᠰᠠᠨ
 ᠴᠢᠳᠠᠯ ᠵᠢᠠᠨ ᠠᠯᠳᠠᠭᠰᠠᠨ ᠬᠦᠰᠡᠯ ᠵᠢᠡᠨ ᠲᠠᠭᠠᠭᠠᠬᠤ ᠥᠭᠡᠢ ᠶᠠᠪᠤᠭᠰᠠᠨ ᠴᠠᠭ ᠲᠤ᠌
 ᠤᠰᠤᠨ ᠳᠡᠷ᠎ᠡ ᠲᠠᠢ ᠲᠠᠭᠤᠤ ᠲᠠᠢ ᠨᠠᠶ᠋ᠢᠵᠠᠯᠠᠨ
 ᠴᠢᠰᠤ ᠪᠠᠨ ᠬᠠᠲᠠᠲᠠᠯ᠎ᠠ ᠰᠥᠰᠥ ᠪᠡᠨ ᠬᠤᠭᠤᠷᠠᠲᠠᠯ᠎ᠠ ᠶᠠᠪᠤᠭᠰᠠᠨ ᠭᠡᠵᠦ
ᠠᠷᠬᠠᠭ ᠢᠷᠡᠭᠰᠡᠨ ᠲᠠᠮᠢᠷ ᠪᠠᠷᠠᠭᠰᠠᠨ
 ᠴᠢᠳᠠᠯ ᠵᠢᠠᠨ ᠠᠯᠳᠠᠭᠰᠠᠨ ᠬᠦᠰᠡᠯ ᠵᠢᠡᠨ ᠲᠠᠭᠠᠭᠠᠬᠤ ᠥᠭᠡᠢ ᠶᠠᠪᠤᠭᠰᠠᠨ ᠴᠠᠭ ᠲᠤ᠌
 ᠤᠰᠤᠨ ᠳᠡᠷ᠎ᠡ ᠲᠠᠢ ᠲᠠᠭᠤᠤ ᠲᠠᠢ ᠨᠠᠶ᠋ᠢᠵᠠᠯᠠᠨ
 ᠴᠢᠰᠤ ᠪᠠᠨ ᠬᠠᠲᠠᠲᠠᠯ᠎ᠠ ᠰᠥᠰᠥ ᠪᠠᠨ ᠬᠤᠭᠤᠷᠠᠲᠠᠯ᠎ᠠ ᠶᠠᠪᠤᠭᠰᠠᠨ ᠭᠡᠵᠦ
 ᠠᠭᠤᠷ ᠲᠠᠢ ᠭᠡᠰᠡᠨ ᠬᠢᠯᠢᠩ ᠲᠡᠢ ᠭᠡᠰᠡᠨ
 ᠶᠠᠭᠠᠬᠢᠬᠤ ᠪᠠᠨ ᠣᠯᠬᠤ ᠦᠭᠡᠢ ᠮᠡᠯᠡᠷᠡᠳᠡᠭ ᠭᠡᠰᠡᠨ
 ᠬᠦᠮᠦᠨ ᠲᠠᠢ ᠭᠡᠰᠡᠨ ᠲᠡᠮᠡᠭᠡ ᠲᠡᠢ ᠭᠡᠰᠡᠨ
 ᠦᠵᠡᠭᠰᠡᠨ ᠪᠤᠯᠭᠠᠨ ᠢᠡᠨ ᠪᠦᠷ ᠯᠡ ᠬᠤᠴᠠᠳᠠᠭ
 ᠲᠣᠭᠰᠢᠨ ᠰᠠᠯᠬᠢ ᠪᠣᠷᠣᠭ᠎ᠠ ᠦᠭᠡᠢ ᠰᠠᠯᠬᠢᠯᠠᠭᠰᠠᠨ
 ᠲᠤᠯᠭ᠎ᠠ ᠭᠠᠯ ᠲᠦᠯᠡᠭᠡ ᠦᠭᠡᠢ ᠨᠣᠴᠤᠭᠰᠠᠨ
 ᠦᠪᠡᠷ ᠊ᠤᠨ ᠪᠡᠶ᠎ᠡ ᠢᠨ ᠵᠣᠪᠠᠭᠤᠷᠢ ᠪᠠᠨ ᠲᠠᠶ᠋ᠢᠯᠬᠤ ᠭᠡᠵᠦ
 ᠠᠭᠤᠷ ᠲᠠᠢ ᠡᠳᠡᠭᠡᠳ ᠊ᠤᠨ ᠰᠢᠪᠠᠷ ᠲᠤ᠌ ᠭᠤᠳᠤᠷᠠᠭᠰᠠᠨ
 ᠲᠣᠭᠰᠢᠨ ᠰᠠᠯᠬᠢ ᠰᠠᠯᠬᠢᠯᠠᠭᠰᠠᠨ ᠴᠢᠮ᠎ᠠ ᠳ᠋ᠤ᠌ ᠪᠠᠨ
 ᠪᠣᠷᠣᠭ᠎ᠠ ᠪᠠᠭᠤᠪᠠᠯ ᠲᠦᠨᠭᠭᠡᠵᠤ ᠨᠠᠮᠤᠷᠠᠨ᠎ᠡ
 ᠲᠤᠯᠭ᠎ᠠ ᠭᠠᠯ ᠪᠣᠯᠵᠤ ᠨᠣᠴᠤᠭᠰᠠᠨ ᠴᠢᠮ᠎ᠠ ᠳ᠋ᠤ᠌ ᠪᠠᠨ
 ᠨᠢᠳᠤᠨ ᠨᠢᠯᠪᠤᠰᠤᠨ ᠳ᠋ᠤ᠌ ᠲᠦᠨᠭᠭᠡᠵᠤ ᠤᠨᠲᠠᠷᠠᠨ᠎ᠠ
 ᠨᠢᠳᠤ ᠪᠡᠨ ᠣᠷᠤᠢ ᠳᠡᠭᠡᠷ᠎ᠡ ᠪᠡᠨ ᠭᠠᠷᠭᠠᠭᠰᠠᠨ
 ᠠᠮᠠ ᠪᠠᠨ ᠬᠠᠲᠠᠲᠠᠯ᠎ᠠ ᠪᠠᠨ ᠪᠠᠷᠬᠢᠷᠠᠭᠰᠠᠨ
 ᠡᠨᠡ ᠨᠢ ᠮᠠᠭᠤ ᠬᠢᠵᠦ ᠲᠡᠷᠡ ᠨᠢ ᠮᠠᠭᠤ ᠬᠡᠯᠡᠵᠦ
 ᠣᠯᠠᠨ ᠮᠠᠭᠤ ᠶ᠋ᠢ ᠲᠣᠭᠠᠴᠢᠬᠠᠭᠰᠠᠨ ᠴᠢ ᠭᠡᠵᠦ
 ᠦᠪᠡᠷ ᠵᠢᠠᠨ ᠬᠡᠳᠦᠢ ᠵᠦᠪ ᠊ᠢ ᠬᠢᠭᠰᠡᠨ ᠭᠡᠵᠦ
 ᠪᠤᠷᠤᠭᠤ ᠪᠠᠨ ᠪᠣᠰᠤᠳ ᠊ᠤᠨ ᠳᠡᠭᠡᠷ᠎ᠡ ᠲᠦᠯᠬᠢᠭᠰᠡᠨ
 ᠡᠨᠡ ᠨᠢ ᠪᠢ ᠪᠢᠰᠢ ᠲᠡᠷᠡ ᠨᠢ ᠪᠢ ᠪᠢᠰᠢ ᠭᠡᠵᠦ
 ᠣᠯᠠᠨ ᠰᠢᠯᠳᠠᠭ ᠵᠢᠠᠷ ᠴᠢ ᠮᠢᠨᠢ ᠴᠠᠯᠴᠢᠬᠠᠭᠰᠠᠨ
 ᠲᠠᠬᠢᠨ ᠲᠡᠭᠡᠭᠰᠢ ᠪᠠᠨ ᠮᠠᠯᠳᠠ
 ᠡᠷᠭᠢᠵᠤ ᠪᠣᠰᠤᠳ ᠊ᠢ ᠲᠠᠪᠠ
 ᠦᠪᠡᠷ ᠊ᠤᠨ ᠵᠠᠮ ᠵᠢᠠᠨ ᠰᠢᠭᠤᠢ ᠵᠢᠨ ᠲᠤᠮᠳᠠ ᠠ᠋ᠴᠠ ᠡᠯᠭᠦ
 ᠭᠤᠳᠤᠷᠠᠭᠰᠠᠨ ᠪᠡᠶ᠎ᠡ ᠪᠠᠨ ᠰᠢᠪᠠᠷ ᠲᠤᠮᠳᠠ ᠠ᠋ᠴᠠ ᠠᠭᠤᠳᠠᠯᠯᠠᠨ ᠭᠠᠷᠭᠠᠭᠠᠵᠤ
 ᠠᠭᠤᠷ ᠊ᠤᠨ ᠡᠳᠡᠭᠡᠳ ᠠ᠋ᠴᠠ ᠵᠠᠶ᠋ᠢᠯᠠᠨ ᠶᠠᠪᠤ
 ᠮᠠᠭᠤ ᠢᠨ ᠡᠨᠭᠨᠡᠭᠡ ᠡᠴᠡ ᠪᠠᠨ ᠬᠤᠷᠳᠤᠯᠠᠨ ᠭᠠᠷ
 ᠭᠠᠷ ᠭᠠᠷ ᠭᠠᠷ ᠭᠠᠷ ᠭᠡᠵᠦ ᠬᠤᠷᠳᠤᠯᠠᠨ ᠭᠠᠷ
 ᠢᠯᠠᠯᠳᠠ ᠢᠨ ᠲᠠᠭᠤᠤ ᠪᠠᠨ ᠠᠬᠢᠨ ᠳᠠᠭᠤᠯᠠ
 ᠳᠠᠭᠤᠯᠠ ᠳᠠᠭᠤᠯᠠ ᠳᠠᠭᠤᠯᠠ ᠳᠠᠭᠤᠯᠠ ᠭᠡᠵᠦ ᠠᠬᠢᠨ ᠳᠠᠭᠤᠯᠠ
 ᠳᠠᠭᠤᠤ ᠪᠠᠨ ᠲᠠᠭᠤᠯᠠᠭᠰᠠᠨ ᠳᠡᠷ᠎ᠡ ᠨᠢ ᠬᠠᠲᠠᠭᠰᠠᠨ
 ᠦᠪᠡᠷ ᠊ᠤᠨ ᠵᠠᠮ ᠵᠢᠠᠨ ᠲᠠᠬᠢᠨ ᠡᠯᠭᠦᠭᠰᠡᠨ ᠳᠠᠬᠢᠨ ᠡᠯᠭᠦᠭᠰᠡᠨ
 ᠳᠥᠯᠥ ᠪᠠᠨ ᠨᠣᠴᠣᠭ᠎ᠠ ᠬᠦᠰᠡᠯ ᠢᠡᠨ ᠵᠠᠯᠭᠠᠭᠠᠭᠤᠯ
 ᠠᠭᠤᠷ ᠊ᠤᠨ ᠡᠳᠡᠭᠡᠳ ᠊ᠢ ᠪᠢᠳᠡᠭᠡᠢ ᠣᠶ᠋ᠢᠷᠠᠳᠤᠭᠤᠯ ᠪᠢᠳᠡᠭᠡᠢ ᠣᠶ᠋ᠢᠷᠠᠳᠤᠭᠤᠯ
 ᠴᠠᠶ᠋ᠢᠪᠤᠷ ᠴᠠᠶ᠋ᠢᠯᠭᠠᠨ ᠵᠠᠨᠭ ᠴᠢᠨᠢ ᠭᠠᠭᠴᠠᠬᠠᠨ ᠪᠠᠯᠴᠢᠷ ᠦᠶ᠎ᠡ ᠳ᠋ᠦ᠍ ᠴᠢᠨᠢ ᠪᠠᠶ᠋ᠢᠳᠠᠭ ᠶᠤᠮ ᠊ᠤᠤ
 ᠭᠡᠬᠦ ᠳ᠋ᠦ᠍ ᠴᠢ ᠮᠢᠨᠢ ᠨᠠᠳᠠ ᠳ᠋ᠤ᠌
 ᠬᠡᠤᠬᠡᠳ ᠊ᠤᠳ ᠪᠦᠷ ᠦᠭᠡᠳᠡ ᠡᠴᠡ ᠴᠢᠨᠢ ᠲᠤᠮᠳᠠ ᠬᠤᠷᠤᠭᠤ ᠭᠠᠷᠭᠠᠭᠠᠵᠤ ᠪᠠᠶ᠋ᠢᠭ᠎ᠠ ᠪᠢᠰᠢ ᠊ᠦᠦ
 ᠴᠢ ᠶᠠᠭᠤ ᠶᠠᠷᠢᠵᠤ ᠪᠠᠶ᠋ᠢᠨ᠎ᠠ ᠪᠣᠢ
ᠲᠣᠭᠰᠢᠨ ᠰᠠᠯᠬᠢ ᠰᠠᠯᠬᠢᠯᠠᠭᠰᠠᠨ ᠴᠢᠮ᠎ᠠ ᠳ᠋ᠤ᠌ ᠪᠠᠨ
 ᠪᠣᠷᠣᠭ᠎ᠠ ᠪᠠᠭᠤᠪᠠᠯ ᠲᠦᠨᠭᠭᠡᠵᠤ ᠨᠠᠮᠤᠷᠠᠨ᠎ᠡ
 ᠲᠤᠯᠭ᠎ᠠ ᠭᠠᠯ ᠪᠣᠯᠵᠤ ᠨᠣᠴᠤᠭᠰᠠᠨ ᠴᠢᠮ᠎ᠠ ᠳ᠋ᠤ᠌ ᠪᠠᠨ
 ᠨᠢᠳᠤᠨ ᠨᠢᠯᠪᠤᠰᠤᠨ ᠳ᠋ᠤ᠌ ᠲᠦᠨᠭᠭᠡᠵᠤ ᠤᠨᠲᠠᠷᠠᠨ᠎ᠠ
ᠲᠠᠷᠤᠭᠳᠠᠭᠰᠠᠨ ᠪᠢᠰᠢ ᠨᠤᠭᠤᠷᠠᠭᠰᠠᠨ ᠪᠢᠰᠢ
 ᠬᠠᠷ᠎ᠠ ᠲᠠᠷᠤᠭᠰᠠᠨ ᠪᠢᠰᠢ ᠤᠨᠠᠭᠰᠠᠨ ᠪᠢᠰᠢ
 ᠨᠢᠭᠤᠭᠰᠠᠨ ᠪᠢᠰᠢ ᠲᠤᠳᠠᠭᠠᠭᠰᠠᠨ ᠪᠢᠰᠢ
 ᠠᠶᠤᠭᠰᠠᠨ ᠪᠢᠰᠢ ᠶᠠᠳᠠᠷᠠᠭᠰᠠᠨ ᠪᠢᠰᠢ ᠭᠡᠵᠦ
展开